温馨提示:本站近期已升级SSL证书,部分歌曲老用户手机端可能无法播放,可尝试更换浏览器或在电脑端播放,感谢您的支持!

音乐风向标

当前位置: 音乐风向标 > 音乐 > 网络歌曲 > Nutag - H.Q/ZebraZebra

Nutag - H.Q/ZebraZebra

歌词

Nutag - H.Q/ZebraZebra
歌词由会员admin整理提供
喜欢这首歌曲请推荐您的好友
更多好听歌曲尽在音乐风向标www.yyfxb.cn

ᠰᠥᠨᠢ ᠶ᠋ᠢᠨ ᠨᠠᠢᠮᠠᠨ ᠴᠠᠭ ᠢᠶᠠᠷ ᠪᠢ
ᠭᠡᠷ ᠡᠴᠡ ᠪᠡᠨ ᠭᠠᠷᠤᠯ᠎ᠠ
ᠵᠡᠭᠦᠨ ᠭᠡᠷ ‍ᠦᠨ ᠬᠡᠴᠡᠭᠦᠦ ᠨᠣᠬᠠᠢ
ᠬᠡᠨ ᠨᠢᠭᠡᠨ ᠳ᠋ᠦ ᠬᠤᠴᠠᠨ᠎ᠠ
ᠬᠣᠲᠠᠨ ᠳ᠋ᠠᠭᠠᠨ ᠬᠣᠷᠢᠭ᠎ᠠ ᠲᠠᠢ
ᠮᠠᠯ ‍ᠤᠨ ᠮᠥᠭᠡᠷᠡᠬᠦ ᠳᠠᠭᠤᠨ
ᠵᠡᠭᠦᠨ ᠵᠠᠮ ᠢᠶᠠᠷ ᠥᠩᠭᠡᠷᠡᠵᠦ ᠭᠠᠷᠬᠤ
ᠲᠡᠷᠡ ᠨᠢᠭᠡ ᠮᠣᠲ᠋ᠣᠷ ‍ᠤᠨ ᠳᠠᠭᠤᠨ
ᠲᠡᠭᠷᠢ ᠳᠡᠭᠡᠷᠡᠬᠢ ᠲᠡᠷᠭᠡᠯ ᠰᠠᠷᠠᠨ
ᠮᠢᠨᠤ ᠬᠠᠷᠠᠭ᠎ᠠ ᠶ᠋ᠢ ᠲᠠᠲᠠᠨ᠎ᠠ
ᠲᠡᠭᠦᠨ ‍ᠦ ᠨᠠᠭᠠᠲᠤᠬᠢ ᠡᠭᠦᠯᠡ ᠲᠡᠭᠡᠭᠡᠳ
ᠡᠨᠳᠡ ᠲᠡᠨᠳᠡ ᠦᠭᠡᠢ ᠴᠣᠭᠣᠷᠠᠨ᠎ᠠ
ᠴᠠᠭ ᠠᠭᠤᠷ ‍ᠤᠨ ᠮᠡᠳᠡᠭᠡ
ᠣᠳᠣ ᠵᠦᠭ ᠴᠢᠭ ᠦᠭᠡᠢ ᠪᠣᠯᠣᠭᠰᠠᠨ
ᠪᠣᠷᠣᠭᠠᠨ ‍ᠤ ᠴᠢᠮᠡᠭᠡ ᠪᠠᠰᠠ
ᠴᠢᠬᠢᠨ ᠳ᠋ᠦ ᠬᠠᠩᠭᠢᠨᠠᠭᠠᠳ ᠭᠠᠷᠤᠭᠰᠠᠨ
ᠥᠨᠢᠷ ᠬᠠᠷᠠᠩᠭᠤᠢ ᠶ᠋ᠢᠨ
ᠳᠣᠲᠣᠷ᠎ᠠ ᠡᠴᠠ ᠲᠡᠮᠡᠦᠯᠦᠭᠰᠡᠨ
ᠬᠥᠭᠡᠷᠦᠬᠦᠢ ᠨᠤᠲᠤᠭ ᠮᠢᠨᠢ
ᠨᠠᠮᠠᠶ᠋ᠢ ᠪᠠᠨ ᠭᠡᠶᠢᠭᠦᠯᠦᠭᠰᠡᠨ
ᠰᠠᠶᠢᠬᠠᠨ ᠮᠥᠷᠥᠭᠡᠳᠦᠯ
ᠡᠷᠬᠢᠮ ᠲᠥᠷᠥᠭᠳᠡᠯ
ᠬᠠᠷ᠎ᠠ ᠲᠡᠷᠢᠭᠦᠲᠡᠨ ‍ᠢ
ᠪᠤᠴᠠᠭᠠᠬᠤ ᠨᠢ ᠮᠠᠷᠲᠠᠭᠳᠠᠯ
ᠮᠥᠩᠬᠡ ᠶ᠋ᠢᠨ ᠣᠷᠣᠰᠢᠬᠤ ᠨᠤᠲᠤᠭ
ᠥᠷᠥ ᠵᠢᠷᠦᠬᠡᠨ ‍ᠦ ᠮᠢᠨᠢ ᠰᠢᠲᠦᠭᠡᠨ
ᠨᠠᠷᠠᠯᠠᠭ ᠬᠤᠷᠸ᠎ᠠ ᠶ᠋ᠢᠨ ᠨᠤᠭᠤᠴᠠᠭᠠᠨ ᠳ᠋ᠤ
ᠨᠠᠳᠠ ᠳ᠋ᠤ ᠭᠣᠮᠣᠳᠠᠨ ᠵᠡᠭᠦᠳᠦᠯᠡᠵᠦ
ᠪᠠᠶᠢᠭ᠎ᠠ ᠪᠣᠯᠪᠠ ‍ᠦᠦ
ᠠᠶᠢᠯ ‍ᠤᠨ ᠮᠢᠨᠢ ᠵᠡᠭᠦᠨᠳ᠋ᠡᠬᠢ
ᠭᠣᠣᠯ ‍ᠤᠨ ᠮᠢᠨᠢ ᠳᠠᠩ
ᠠᠯᠢᠶᠠᠷᠬᠠᠵᠤ ᠪᠠᠶᠢᠭᠰᠠᠨ
ᠪᠠᠭ᠎ᠠ ᠶ᠋ᠢᠨ ᠮᠢᠨᠢ ᠨᠠᠰᠤ
ᠠᠯᠠ ᠲᠠᠢ ᠲᠡᠷᠡ ᠥᠮᠥᠳᠦ ᠪᠡᠨ
ᠴᠢᠷᠴᠦ ᠪᠠᠶᠢᠭᠰᠠᠨ ᠴᠠᠭ
ᠠᠪᠤ᠋ ᠡᠴᠠ ᠪᠠᠨ ᠵᠠᠢ ᠦᠭᠡᠢ
ᠳᠠᠭᠠᠵᠤ ᠪᠠᠶᠢᠭᠰᠠᠨ ᠨᠠᠰᠤ
ᠠᠩᠬ᠎ᠠ ᠪᠢ ᠬᠥᠯ ᠳ᠋ᠦ ᠣᠷᠣᠬᠤ ᠳ᠋ᠤ
ᠭᠢᠰᠬᠢᠵᠦ ᠪᠠᠶᠢᠭᠰᠠᠨ ᠭᠠᠵᠠᠷ ᠰᠢᠷᠣᠢ
ᠣᠳᠣ ᠲᠡᠭᠦᠨ ‍ᠢ ᠮᠢᠨᠢ ᠬᠠᠶᠢᠷᠠᠯᠠᠵᠤ
ᠪᠣᠷᠣᠭᠠᠨ ᠳᠡᠭᠡᠷ᠎ᠡ ᠡᠴᠡ ᠬᠤᠷᠳᠤᠨ ᠣᠷᠣ ᠡ
ᠨᠤᠲᠤᠭ ‍ᠤᠨ ᠮᠢᠨᠢ ᠰᠢᠮ᠎ᠡ ᠪᠣᠯᠣᠭᠰᠠᠨ
ᠵᠢᠪᠲᠦ ᠶ᠋ᠢᠨ ᠮᠢᠨᠢ ᠭᠣᠣᠯ
ᠤᠷᠤᠰᠬᠠᠯ ᠴᠢᠨᠢ ᠬᠡᠵᠢᠶᠡᠳᠡ
ᠬᠦᠴᠦᠲᠡᠢ ᠪᠡᠷ ‍ᠢᠶ᠋ᠡᠨ ᠪᠠᠢ
ᠥᠨᠢᠷ ᠬᠠᠷᠠᠩᠭᠤᠢ ᠶ᠋ᠢᠨ
ᠳᠣᠲᠣᠷ᠎ᠠ ᠡᠴᠠ ᠲᠡᠮᠡᠦᠯᠦᠭᠰᠡᠨ
ᠬᠥᠭᠡᠷᠦᠬᠦᠢ ᠨᠤᠲᠤᠭ ᠮᠢᠨᠢ
ᠨᠠᠮᠠᠶ᠋ᠢ ᠪᠠᠨ ᠭᠡᠶᠢᠭᠦᠯᠦᠭᠰᠡᠨ
ᠰᠠᠶᠢᠬᠠᠨ ᠮᠥᠷᠥᠭᠡᠳᠦᠯ
ᠡᠷᠬᠢᠮ ᠲᠥᠷᠥᠭᠳᠡᠯ
ᠬᠠᠷ᠎ᠠ ᠲᠡᠷᠢᠭᠦᠲᠡᠨ ‍ᠢ
ᠪᠤᠴᠠᠭᠠᠬᠤ ᠨᠢ ᠮᠠᠷᠲᠠᠭᠳᠠᠯ
ᠮᠥᠩᠬᠡ ᠶ᠋ᠢᠨ ᠣᠷᠣᠰᠢᠬᠤ ᠨᠤᠲᠤᠭ
ᠥᠷᠥ ᠵᠢᠷᠦᠬᠡᠨ ‍ᠦ ᠮᠢᠨᠢ ᠰᠢᠲᠦᠭᠡᠨ
ᠨᠠᠷᠠᠯᠠᠭ ᠬᠤᠷᠸ᠎ᠠ ᠶ᠋ᠢᠨ ᠨᠤᠭᠤᠴᠠᠭᠠᠨ ᠳ᠋ᠤ
ᠨᠠᠳᠠ ᠳ᠋ᠤ ᠭᠣᠮᠣᠳᠠᠨ ᠵᠡᠭᠦᠳᠦᠯᠡᠵᠦ
ᠪᠠᠶᠢᠭ᠎ᠠ ᠪᠣᠯᠪᠠ ‍ᠦᠦ
ᠶᠠᠳᠠᠭᠰᠠᠨ ᠬᠣᠲᠠ ᠳ᠋ᠤ
ᠬᠠᠪᠤᠷ ᠢᠷᠡᠬᠦ ᠨᠢ ᠬᠣᠯᠠ
bi bol eb you. ᠲᠠ ᠨᠠᠷ ᠲᠠᠨᠢᠯᠴᠠᠭᠠᠳ all
Rap ᠢᠶᠠᠷ ᠪᠣᠳᠣᠯ ᠢᠶᠡᠨ
ᠴᠠᠳᠬᠠᠵᠤ ᠪᠠᠶᠢᠭ᠎ᠠ
ᠮᠢᠨᠤ ᠤᠮᠳᠠ ᠬᠣᠭᠣᠯᠠ
ᠨᠤᠲᠤᠭ ‍ᠤᠨ ᠮᠠᠨᠠᠭ᠎ᠠ ᠪᠣᠯᠣᠨ
ᠡᠨᠳᠡ ᠡᠴᠡ ᠥᠭᠦᠯᠡᠭᠰᠡᠨ ᠶᠤᠮ
ᠡᠬᠡ ᠨᠤᠲᠤᠭ ‍ᠤᠨ ᠨᠠᠮ ᠬᠥᠮ
ᠠᠨᠢᠷ ᠦᠭᠡᠢ ᠨᠠᠮᠠᠶ᠋ᠢ
ᠳᠡᠮᠵᠢᠨ᠎ᠡ ᠰᠡᠳᠬᠢᠯ ‍ᠦᠨ ᠭᠦᠨ ᠳ᠋ᠦ
ᠪᠢᠳᠠᠨ ‍ᠤ ᠣᠷᠣᠨ ᠵᠠᠢ
ᠪᠢᠳᠠᠨ ‍ᠤ ᠡᠷᠬᠡ ᠠᠰᠢᠭ
ᠠᠭᠤᠯᠠ ᠲᠦᠰᠢᠭ
ᠪᠢᠳᠠᠨ ‍ᠤ ᠦᠦᠬᠡ ᠲᠡᠦᠬᠡ
ᠥᠭᠦᠯᠡᠭᠰᠡᠨ rap
ᠠᠯᠢᠪᠠ ᠪᠦᠬᠦᠨ
ᠮᠣᠩᠭᠣᠯ ᠨᠤᠲᠤᠭ ᠲᠤ ᠮᠢᠨᠢ
ᠣᠩᠭᠣᠨ ᠪᠣᠯᠣᠭᠠᠰᠠᠢ
ᠬᠣᠶᠠᠷ ᠰᠠᠷ᠎ᠠ ᠬᠣᠵᠢᠮᠳᠠᠭᠰᠠᠨ
ᠪᠣᠷᠣᠭ᠎ᠠ ᠭᠠᠳᠠᠨ᠎ᠠ ᠱᠠᠭᠢᠵᠤ ᠪᠠᠶᠢᠨ᠎ᠠ
ᠬᠣᠶᠠᠷ ᠴᠠᠭ ‍ᠤᠨ ᠳᠣᠲᠣᠷ᠎ᠠ ᠪᠠᠰᠠ
ᠬᠡᠳᠦ ᠤᠳᠠᠭ᠎ᠠ ᠵᠣᠭᠰᠣᠵᠤ ᠪᠠᠶᠢᠨ᠎ᠠ
ᠬᠥᠭᠡᠷᠦᠬᠦᠢ ᠡᠮᠡᠭᠡ ᠮᠢᠨᠢ
ᠭᠠᠳᠠᠨ᠎ᠠ ᠭᠠᠷᠴᠤ ᠠᠷᠭᠠᠯ ᠳᠠᠷᠤᠨ᠎ᠠ
ᠬᠥᠮᠥᠨ ‍ᠦ ᠰᠡᠳᠬᠢᠯ ᠳ᠋ᠦ
ᠰᠠᠶᠢᠨ ᠰᠠᠶᠢᠬᠠᠨ ᠵᠦᠢᠯ
ᠲᠡᠭᠡᠭᠡᠳ ᠤᠷᠭᠤᠵᠤ ᠭᠠᠷᠤᠨ᠎ᠠ
ᠬᠦᠦ ᠶ᠋ᠢᠨ ᠦᠶ᠎ᠡ ᠳ᠋ᠦ ᠮᠢᠨᠢ
ᠡᠨᠳᠡ ᠪᠡᠨ ᠪᠠᠰᠠ ᠠᠮᠢᠳᠤᠷᠠᠬᠤ ᠪᠠᠶᠢᠬᠤ
ᠬᠥᠮᠥᠨ ᠪᠣᠯᠬᠤ ᠤᠬᠠᠭᠠᠨ ‍ᠢ
ᠡᠨᠳᠡ ᠡᠴᠡ ᠪᠡᠨ ᠡᠬᠢᠯᠡᠬᠦ ᠪᠠᠶᠢᠬᠤ
ᠰᠤᠷᠬᠤ ᠪᠠᠶᠢᠬᠤ ᠡᠬᠢᠯᠡᠬᠦ ᠪᠠᠶᠢᠬᠤ
ᠡᠨᠳᠡ ᠡᠴᠠ ᠪᠠᠨ ᠡᠬᠢᠯᠡᠬᠦ ᠪᠠᠶᠢᠬᠤ
ᠬᠥᠳᠡᠭᠡ ᠨᠤᠲᠤᠭ ᠮᠢᠨᠢ
ᠶᠠᠭᠤᠨ ᠡᠴᠠ ᠴᠦ ᠢᠯᠡᠭᠦᠦ ᠰᠠᠶᠢᠬᠠᠨ
ᠥᠨᠢᠷ ᠬᠠᠷᠠᠩᠭᠤᠢ ᠶ᠋ᠢᠨ
ᠳᠣᠲᠣᠷ᠎ᠠ ᠡᠴᠠ ᠲᠡᠮᠡᠦᠯᠦᠭᠰᠡᠨ
ᠬᠥᠭᠡᠷᠦᠬᠦᠢ ᠨᠤᠲᠤᠭ ᠮᠢᠨᠢ
ᠨᠠᠮᠠᠶ᠋ᠢ ᠪᠠᠨ ᠭᠡᠶᠢᠭᠦᠯᠦᠭᠰᠡᠨ
ᠰᠠᠶᠢᠬᠠᠨ ᠮᠥᠷᠥᠭᠡᠳᠦᠯ
ᠡᠷᠬᠢᠮ ᠲᠥᠷᠥᠭᠳᠡᠯ
ᠬᠠᠷ᠎ᠠ ᠲᠡᠷᠢᠭᠦᠲᠡᠨ ‍ᠢ
ᠪᠤᠴᠠᠭᠠᠬᠤ ᠨᠢ ᠮᠠᠷᠲᠠᠭᠳᠠᠯ
ᠮᠥᠩᠬᠡ ᠶ᠋ᠢᠨ ᠣᠷᠣᠰᠢᠬᠤ ᠨᠤᠲᠤᠭ
ᠥᠷᠥ ᠵᠢᠷᠦᠬᠡᠨ ‍ᠦ ᠮᠢᠨᠢ ᠰᠢᠲᠦᠭᠡᠨ
ᠨᠠᠷᠠᠯᠠᠭ ᠬᠤᠷᠸ᠎ᠠ ᠶ᠋ᠢᠨ ᠨᠤᠭᠤᠴᠠᠭᠠᠨ ᠳ᠋ᠤ
ᠨᠠᠳᠠ ᠳ᠋ᠤ ᠭᠣᠮᠣᠳᠠᠨ ᠵᠡᠭᠦᠳᠦᠯᠡᠵᠦ
ᠪᠠᠶᠢᠭ᠎ᠠ ᠪᠣᠯᠪᠠ ‍ᠦᠦ